ᠦᠭᠡ᠄ ᠪᠠᠳᠮ ᠠ ᠶ᠋ᠢᠨ ᠰᠡᠷᠡᠭᠡᠲᠦᠷ ᠠᠶ ᠠ᠄ ᠱᠤᠤᠴᠢᠶᠠᠨ ᠲᠠᠲ᠋ᠢᠶᠠᠨᠠ ᠳᠠᠭᠤᠴᠢᠨ᠄ ᠰᠠᠮᠠᠨᠳᠠ ᠶ᠋ᠢᠨ ᠵᠢᠪᠬᠤᠯᠠᠩ ᠵᠢᠯ ᠵᠢᠯ ᠢᠶ᠋ᠡᠨ ᠳᠠᠭᠠᠯᠳᠤᠨ ᠠ ᠵᠢᠷᠭᠠᠯ ᠤᠨ ᠪᠣᠯᠵᠣᠭ ᠠ ᠠᠬᠤᠷᠳᠠᠨ ᠠ ᠪᠠᠭᠤᠷᠠᠭᠰᠠᠨ ᠰᠡᠳᠭᠢᠯ ᠡᠴᠡ ᠪᠡᠨ ᠠᠶᠤᠨ ᠠ ᠪᠤᠷᠬᠠᠨ ᠳ᠋ᠠᠭᠠᠨ ᠵᠠᠶᠠᠭᠠᠭᠳᠠᠬᠤ ᠪᠠᠷ ᠬᠠᠶ᠋ᠢᠨ ᠠ ᠳᠡᠭᠡᠭᠰᠢ ᠪᠡᠨ ᠲᠩᠷᠢ ᠰᠢᠷᠲᠡᠨ ᠡ ᠳᠣᠯᠣᠭᠠᠨ ᠪᠤᠷᠬᠠᠨ ᠳᠠᠭᠠᠨ ᠮᠥᠷᠭᠥᠨ ᠡ ᠵᠠᠯᠪᠠᠷᠢᠬᠤᠯᠠᠷ ᠰᠡᠳᠭᠢᠯ ᠮᠢᠨᠢ ᠠᠮᠠᠷᠠᠨ ᠠ ᠵᠣᠪᠠᠵᠤ ᠪᠠᠶ᠋ᠢᠭᠰᠠᠨ ᠴᠡᠭᠡᠵᠢ ᠮᠢᠨᠢ ᠲᠠᠭᠠᠯᠠᠷᠠᠨ ᠠ ᠳᠡᠭᠡᠭᠰᠢ ᠪᠡᠨ ᠲᠩᠷᠢ ᠰᠢᠷᠲᠡᠨ ᠡ ᠳᠣᠯᠣᠭᠠᠨ ᠪᠤᠷᠬᠠᠨ ᠳᠠᠭᠠᠨ ᠮᠥᠷᠭᠥᠨ ᠡ ᠵᠠᠯᠪᠠᠷᠢᠬᠤᠯᠠᠷ ᠰᠡᠳᠭᠢᠯ ᠮᠢᠨᠢ ᠠᠮᠠᠷᠠᠨ ᠠ ᠵᠣᠪᠠᠵᠤ ᠪᠠᠶ᠋ᠢᠭᠰᠠᠨ ᠴᠡᠭᠡᠵᠢ ᠮᠢᠨᠢ ᠲᠠᠭᠠᠯᠠᠷᠠᠨ ᠠ ᠵᠤᠯᠠ ᠳ᠋ᠠᠭᠠᠨ ᠭᠡᠷᠡᠯ ᠡᠷᠭᠦᠨ ᠡ ᠵᠢᠷᠤᠬᠠᠶ᠋ᠢᠴᠢᠳ ᠢᠶ᠋ᠠᠷ ᠳ᠋ᠠᠷ ᠠ ᠡᠬᠡ ᠳᠠᠪᠲᠠᠭᠤᠯᠤᠨ ᠠ ᠬᠠᠷ ᠠ ᠬᠡᠯᠡ ᠪᠡᠨ ᠬᠢᠲᠤᠯᠠᠨ ᠠ ᠬᠠᠷᠰᠢᠲᠠᠢ ᠨᠠᠰᠤ ᠪᠠᠨ ᠤᠷᠲᠤᠳᠤᠭᠤᠯᠤᠨ ᠠ ᠳᠡᠭᠡᠭᠰᠢ ᠪᠡᠨ ᠲᠩᠷᠢ ᠰᠢᠷᠲᠡᠨ ᠡ ᠳᠣᠯᠣᠭᠠᠨ ᠪᠤᠷᠬᠠᠨ ᠳᠠᠭᠠᠨ ᠮᠥᠷᠭᠥᠨ ᠡ ᠵᠠᠯᠪᠠᠷᠢᠬᠤᠯᠠᠷ ᠰᠡᠳᠭᠢᠯ ᠮᠢᠨᠢ ᠠᠮᠠᠷᠠᠨ ᠠ ᠵᠣᠪᠠᠵᠤ ᠪᠠᠶ᠋ᠢᠭᠰᠠᠨ ᠴᠡᠭᠡᠵᠢ ᠮᠢᠨᠢ ᠲᠠᠭᠠᠯᠠᠷᠠᠨ ᠠ ᠳᠡᠭᠡᠭᠰᠢ ᠪᠡᠨ ᠲᠩᠷᠢ ᠰᠢᠷᠲᠡᠨ ᠡ ᠳᠣᠯᠣᠭᠠᠨ ᠪᠤᠷᠬᠠᠨ ᠳᠠᠭᠠᠨ ᠮᠥᠷᠭᠥᠨ ᠡ ᠵᠠᠯᠪᠠᠷᠢᠬᠤᠯᠠᠷ ᠰᠡᠳᠭᠢᠯ ᠮᠢᠨᠢ ᠠᠮᠠᠷᠠᠨ ᠠ ᠵᠣᠪᠠᠵᠤ ᠪᠠᠶ᠋ᠢᠭᠰᠠᠨ ᠴᠡᠭᠡᠵᠢ ᠮᠢᠨᠢ ᠲᠠᠭᠠᠯᠠᠷᠠᠨ ᠠ ᠠᠰᠬᠤᠨ ᠠ ( ᠰᠥᠨᠢ ᠳ᠋ᠦ᠍ ) ᠵᠤᠯᠠ ᠪᠠᠨ ᠡᠷᠭᠦᠭᠡᠳ ᠠᠪᠤ ᠡᠵᠢ ᠳᠡᠭᠡᠨ ᠮᠥᠷᠭᠥᠨ ᠡ ᠠᠷᠠᠳ ᠢᠶ᠋ᠠᠨ ᠪᠢᠲᠡᠭᠡᠢ ᠲᠠᠴᠢᠶᠠᠲᠤᠭᠠᠢ ᠠᠴᠢ ᠨᠠᠷ ᠲᠠᠭᠠᠨ ᠬᠡᠰᠢᠭ ᠵᠠᠶᠠᠭᠠᠲᠤᠭᠠᠢ ᠳᠡᠭᠡᠭᠰᠢ ᠪᠡᠨ ᠲᠩᠷᠢ ᠰᠢᠷᠲᠡᠨ ᠡ ᠳᠣᠯᠣᠭᠠᠨ ᠪᠤᠷᠬᠠᠨ ᠳᠠᠭᠠᠨ ᠮᠥᠷᠭᠥᠨ ᠡ ᠵᠠᠯᠪᠠᠷᠢᠬᠤᠯᠠᠷ ᠰᠡᠳᠭᠢᠯ ᠮᠢᠨᠢ ᠠᠮᠠᠷᠠᠨ ᠠ ᠵᠣᠪᠠᠵᠤ ᠪᠠᠶ᠋ᠢᠭᠰᠠᠨ ᠴᠡᠭᠡᠵᠢ ᠮᠢᠨᠢ ᠲᠠᠭᠠᠯᠠᠷᠠᠨ ᠠ ᠳᠡᠭᠡᠭᠰᠢ ᠪᠡᠨ ᠲᠩᠷᠢ ᠰᠢᠷᠲᠡᠨ ᠡ ᠳᠣᠯᠣᠭᠠᠨ ᠪᠤᠷᠬᠠᠨ ᠳᠠᠭᠠᠨ ᠮᠥᠷᠭᠥᠨ ᠡ ᠵᠠᠯᠪᠠᠷᠢᠬᠤᠯᠠᠷ ᠰᠡᠳᠭᠢᠯ ᠮᠢᠨᠢ ᠠᠮᠠᠷᠠᠨ ᠠ ᠵᠣᠪᠠᠵᠤ ᠪᠠᠶ᠋ᠢᠭᠰᠠᠨ ᠴᠡᠭᠡᠵᠢ ᠮᠢᠨᠢ ᠲᠠᠭᠠᠯᠠᠷᠠᠨ ᠠ