作词 : Bolortseren B. 作曲 : Berdibeck D. ᠳᠠᠭᠤᠤ᠄ ᠪᠢᠳᠡᠨ ᠬᠠᠮᠳᠤ ᠳᠠᠭᠠᠨ ᠬᠠᠷᠠᠴᠠ ᠶᠢ ᠴᠢᠨᠢ ᠲᠣᠯᠢᠳᠠᠬᠤ ᠨᠠᠭᠤᠷ ᠪᠣᠯᠣᠶ᠎ᠠ ᠬᠠᠢᠷ᠎ᠠ ᠪᠠᠨ ᠨᠠᠳᠠ ᠳᠠᠭᠠᠨ ᠰᠢᠪᠠᠭᠤ ᠰᠢᠭ᠋ ᠨᠢᠰᠭᠡᠭᠡᠴᠢ ᠮᠦᠷᠦ ᠶᠢ ᠴᠢᠨᠢ ᠲᠦᠰᠢᠬᠦ ᠰᠣᠯᠤᠩᠭ᠎ᠠ ᠪᠣᠯᠣᠶ᠎ᠠ ᠮᠦᠷᠦᠭᠡᠳᠦᠯ ᠢᠶᠡᠨ ᠨᠠᠳᠠ ᠳᠠᠭᠠᠨ ᠪᠣᠷᠤᠭ᠎ᠠ ᠰᠢᠭ᠋ ᠠᠰᠬᠠᠭᠠᠴᠢ ᠴᠢᠨᠤ ᠮᠢᠨᠢ ᠰᠡᠳᠬᠢᠯ ᠬᠣᠪᠢᠷᠠᠨ ᠣᠳᠬᠤ ᠦᠭᠡᠢ ᠨᠢᠭᠡ ᠯᠠ ᠵᠠᠩ ᠢᠶᠠᠷ ᠢᠶᠠᠨ ᠵᠦᠪᠬᠡᠨ ᠨᠠᠳᠠ ᠲᠠᠢ ᠴᠢᠨᠦ ᠮᠢᠨᠢ ᠬᠠᠢᠷ᠎ᠠ ᠬᠠᠭᠤᠴᠢᠷᠠᠨ ᠬᠣᠯᠠᠳᠠᠬᠤ ᠦᠭᠡᠢ ᠡᠨᠡ ᠯᠠ ᠬᠡᠪ ᠢᠶᠡᠷ ᠢᠶᠡᠨ ᠪᠢᠳᠡᠨ ᠬᠠᠮᠳᠤ ᠳᠠᠭᠠᠨ ᠦ ᠦ ᠦ ᠪᠢᠳᠡᠨ ᠬᠠᠮᠳᠤ ᠳᠠᠭᠠᠨ ᠦ ᠦ ᠦ ᠪᠢᠳᠡᠨ ᠬᠠᠮᠳᠤ ᠳᠠᠭᠠᠨ ᠢᠲᠡᠭᠡᠯ ᠢ ᠴᠢᠨᠢ ᠣᠯᠬᠣ ᠵᠠᠮ ᠪᠣᠯᠣᠶ᠎ᠠ ᠰᠡᠳᠬᠢᠯ ᠢᠶᠡᠨ ᠨᠠᠳᠠ ᠳᠠᠭᠠᠨ ᠲᠡᠭᠷᠢ ᠰᠢᠭ ᠴᠡᠯᠮᠡᠭᠡᠴᠢ ᠡᠯᠢᠭᠡᠨ ᠳᠦ ᠴᠢᠨᠢ ᠴᠠᠢᠭᠰᠠᠨ ᠨᠠᠭᠤᠷ ᠪᠣᠯᠣᠶ᠎ᠠ᠂ ᠴᠠᠢᠭᠰᠠᠨ ᠡᠭᠦᠯᠡ ᠪᠣᠯᠣᠶ᠎ᠠ ᠡᠩᠭᠡᠷ ᠢᠶᠡᠨ ᠨᠠᠳᠠ ᠳᠠᠭᠠᠨ ᠴᠡᠴᠡᠭ ᠰᠢᠭ ᠲᠡᠪᠡᠷᠢᠭᠦᠯᠦᠭᠴᠢ ᠴᠢᠨᠤ ᠮᠢᠨᠢ ᠰᠡᠳᠬᠢᠯ ᠬᠣᠪᠢᠷᠠᠨ ᠣᠳᠬᠤ ᠦᠭᠡᠢ ᠨᠢᠭᠡ ᠯᠠ ᠵᠠᠩ ᠢᠶᠠᠷ ᠢᠶᠠᠨ ᠵᠦᠪᠬᠡᠨ ᠨᠠᠳᠠ ᠲᠠᠢ ᠴᠢᠨᠦ ᠮᠢᠨᠢ ᠬᠠᠢᠷ᠎ᠠ ᠬᠠᠭᠤᠴᠢᠷᠠᠨ ᠬᠣᠯᠠᠳᠠᠬᠤ ᠦᠭᠡᠢ ᠡᠨᠡ ᠯᠠ ᠬᠡᠪ ᠢᠶᠡᠷ ᠢᠶᠡᠨ ᠪᠢᠳᠡᠨ ᠬᠠᠮᠳᠤ ᠳᠠᠭᠠᠨ ᠦ ᠦ ᠦ ᠪᠢᠳᠡᠨ ᠬᠠᠮᠳᠤ ᠳᠠᠭᠠᠨ ᠦ ᠦ ᠦ ᠪᠢᠳᠡᠨ ᠬᠠᠮᠳᠤ ᠳᠠᠭᠠᠨ ᠦᠯᠮᠡᠢ ᠶᠢ ᠴᠢᠨᠢ ᠭᠡᠵᠢᠭᠡᠳᠡᠬᠦ ᠡᠪᠡᠰᠦ ᠪᠣᠯᠣᠶ᠎ᠠ ᠢᠨᠢᠶᠡᠲᠦ ᠪᠡᠨ ᠨᠠᠳᠠ ᠳᠠᠭᠠᠨ ᠭᠣᠣᠯ ᠰᠢᠭ᠋ ᠴᠠᠯᠬᠢᠭᠤᠯᠤᠭᠠᠴᠢ ᠦᠰᠦᠨ ᠳᠦ ᠴᠢᠨᠢ ᠠᠩᠬᠢᠯᠬᠤ ᠭᠠᠩᠭ᠎ᠠ ᠪᠣᠯᠣᠶ᠎ᠠ ᠦᠨᠦᠷ ᠢᠶᠡᠨ ᠨᠠᠳᠠ ᠳᠠᠭᠠᠨ ᠣᠳᠤ ᠲᠦᠭᠡᠭᠡᠴᠢ ᠴᠢᠨᠤ ᠮᠢᠨᠢ ᠰᠡᠳᠬᠢᠯ ᠬᠣᠪᠢᠷᠠᠨ ᠣᠳᠬᠤ ᠦᠭᠡᠢ ᠨᠢᠭᠡ ᠯᠠ ᠵᠠᠩ ᠢᠶᠠᠷ ᠢᠶᠠᠨ ᠵᠦᠪᠬᠡᠨ ᠨᠠᠳᠠ ᠲᠠᠢ ᠴᠢᠨᠦ ᠮᠢᠨᠢ ᠬᠠᠢᠷ᠎ᠠ ᠬᠠᠭᠤᠴᠢᠷᠠᠨ ᠬᠣᠯᠠᠳᠠᠬᠤ ᠦᠭᠡᠢ ᠡᠨᠡ ᠯᠠ ᠬᠡᠪ ᠢᠶᠡᠷ ᠢᠶᠡᠨ ᠪᠢᠳᠡᠨ ᠬᠠᠮᠳᠤ ᠳᠠᠭᠠᠨ ᠦ ᠦ ᠦ ᠪᠢᠳᠡᠨ ᠬᠠᠮᠳᠤ ᠳᠠᠭᠠᠨ ᠦ ᠦ ᠦ ᠪᠢᠳᠡᠨ ᠬᠠᠮᠳᠤ ᠳᠠᠭᠠᠨ ᠪᠢᠳᠡᠨ ᠬᠠᠮᠳᠤ ᠳᠠᠭᠠᠨ ᠨᠢᠭᠡ ᠯᠠ ᠵᠠᠩ ᠢᠶᠠᠷ ᠢᠶᠠᠨ ᠵᠦᠪᠬᠡᠨ ᠨᠠᠳᠠ ᠲᠠᠢ ᠦ ᠦ ᠦ ᠪᠢᠳᠡᠨ ᠬᠠᠮᠳᠤ ᠳᠠᠭᠠᠨ