作词 : 白斯乐 作曲 : 白斯乐 编曲/白斯乐 汉语翻译/呼呼 ᠦᠭᠡ ᠄ ᠪᠠᠶᠠᠰᠤᠯ ᠠᠶ᠎ᠠ ᠄ ᠪᠠᠶᠠᠰᠤᠯ ᠬᠦᠭᠵᠢᠮ ‍ᠤᠨ ᠨᠠᠶᠢᠷᠠᠭᠤᠯᠤᠭᠴᠢ ᠄ ᠪᠠᠶᠠᠰᠤᠯ ᠬᠢᠲᠠᠳ ᠬᠡᠯᠡᠨ ‍ᠤ ᠤᠷᠴᠢᠭᠤᠯᠤᠭᠴᠢ ᠄ ᠬᠦᠰᠡᠯᠡᠩᠲᠦ 《ᠦᠬᠡᠯᠦᠨ》 《诃额仑》 ᠴᠡᠯᠮᠡᠶᠢᠨ ᠲᠤᠲᠤᠷᠠᠬᠤ ᠰᠦᠨᠢ ᠶ᠋ᠢᠨ ᠤᠳᠤ ᠰᠢᠭ᠋ ᠴᠢᠭᠴᠢ ᠠᠷᠢᠭᠤᠨ ᠰᠢᠳᠦᠭᠡᠨ ᠲᠠᠢ ᠴᠡᠯᠡᠭᠡᠷ ᠠᠭᠤᠳᠠᠮ ᠨᠡᠭᠦᠳᠡᠯᠴᠢ ᠨᠤᠲᠤᠭ ᠲᠤ ᠴᠡᠴᠡᠭ ᠲᠡᠯᠭᠡᠷᠡᠨ ᠵᠠᠶᠠᠭᠠᠭᠰᠠᠨ ᠬᠠᠪᠤᠷ ‍ᠤᠨ ᠰᠢᠪᠡᠷᠡᠬᠡ ᠬᠤᠷ᠎ᠠ ᠪᠤᠷᠤᠭᠠᠨ ᠰᠢᠭ᠋ ᠬᠠᠮᠤᠭ ᠠᠮᠢ ‍ᠤᠳ ‍ᠢ ᠤᠮᠳᠠᠯᠠᠭᠰᠠᠨ ᠬᠠᠨᠠᠭᠠᠷ ᠲᠠᠯ᠎ᠠ ᠶ᠋ᠢᠨ ᠦᠷᠦᠴᠡᠨ᠎ᠡ ᠬᠠᠷ᠎ᠠ ᠰᠦᠨᠢ ᠶ᠋ᠢᠨ ᠤᠳᠤ ᠪᠤᠯᠤᠭᠰᠠᠨ ᠠᠶᠠᠰ ‍ᠤᠨ ᠰᠠᠯᠬᠢᠨ ‍ᠢ ᠵᠠᠶᠢᠳᠠᠯᠠᠵᠦ ᠠᠶᠠᠨ ‍ᠤ ᠲᠦᠷᠦᠭᠡ ᠶ᠋ᠢ ᠬᠡᠶᠢᠰᠬᠡᠨ ᠴᠡᠯᠮᠡᠶᠢᠨ ᠲᠤᠲᠤᠷᠠᠬᠤ ᠰᠦᠨᠢ ᠶ᠋ᠢᠨ ᠤᠳᠤ ᠰᠢᠭ᠋ ᠴᠢᠭᠴᠢ ᠠᠷᠢᠭᠤᠨ ᠰᠢᠳᠦᠭᠡᠨ ᠲᠠᠢ ᠴᠡᠯᠡᠭᠡᠷ ᠠᠭᠤᠳᠠᠮ ᠨᠡᠭᠦᠳᠡᠯᠴᠢ ᠨᠤᠲᠤᠭ ᠲᠤ ᠴᠡᠴᠡᠭ ᠲᠡᠯᠭᠡᠷᠡᠨ ᠵᠠᠶᠠᠭᠠᠭᠰᠠᠨ ᠠᠶᠠᠰ ‍ᠤᠨ ᠰᠠᠯᠬᠢᠨ ‍ᠢ ᠵᠠᠶᠢᠳᠠᠯᠠᠵᠦ ᠠᠶᠠᠨ ‍ᠤ ᠲᠦᠷᠦᠭᠡ ᠶ᠋ᠢ ᠬᠡᠶᠢᠰᠬᠡᠨ ᠠᠷᠪᠠᠨ ᠨᠠᠰᠤᠨ ᠡᠴᠠ ᠠᠶᠠᠨ ᠳ᠋ᠤ ᠮᠤᠷᠳᠠᠵᠦ ᠠᠰᠬ᠎ᠠ ᠬᠠᠳᠠ ᠶ᠋ᠢ ᠵᠦᠰᠦᠵᠦ ᠶᠠᠪᠤᠭᠰᠠᠨ ᠠᠯᠤᠰ ‍ᠤᠨ ᠬᠠᠷᠠᠴᠠᠨ ᠳ᠋ᠤ ᠢᠳᠡᠭᠡᠯ ᠵᠤᠷᠢᠭ ᠲᠠᠢ ᠠᠯᠲᠠᠨ ᠤᠷᠤᠭᠳᠠᠨ ‍ᠤ ᠦᠨᠢᠳᠡ ᠶ᠋ᠢᠨ ᠤᠮᠤᠭᠰᠢᠯ ᠦᠨᠳᠦᠷ ᠲᠡᠭᠷᠢ ᠡᠴᠠ ᠢᠪᠡᠭᠡᠭᠰᠡᠨ ᠰᠠᠬᠢᠭᠤᠴᠢ ᠦᠷᠡᠴᠢᠰ ᠪᠢᠳᠡᠨ ‍ᠤ ᠮᠦᠩᠬᠡ ᠶ᠋ᠢᠨ ᠰᠢᠳᠦᠭᠡᠨ ᠦᠩᠭᠡᠷᠡᠵᠦ ᠤᠳᠤᠭᠰᠠᠨ ᠲᠡᠤᠬᠡᠳᠦ ᠭᠠᠪᠢᠶ᠎ᠠ ᠦᠶ᠎ᠡ ᠶ᠋ᠢᠨ ᠦᠶ᠎ᠡ ᠳ᠋ᠡᠬᠢ ᠪᠠᠭᠠᠳᠤᠷ ᠲᠤᠤᠯᠢᠰ ᠠᠷᠪᠠᠨ ᠨᠠᠰᠤᠨ ᠡᠴᠠ ᠠᠶᠠᠨ ᠳ᠋ᠤ ᠮᠤᠷᠳᠠᠵᠦ ᠠᠰᠬ᠎ᠠ ᠬᠠᠳᠠ ᠶ᠋ᠢ ᠵᠦᠰᠦᠵᠦ ᠶᠠᠪᠤᠭᠰᠠᠨ ᠠᠯᠤᠰ ‍ᠤᠨ ᠬᠠᠷᠠᠴᠠᠨ ᠳ᠋ᠤ ᠢᠳᠡᠭᠡᠯ ᠵᠤᠷᠢᠭ ᠲᠠᠢ ᠠᠯᠲᠠᠨ ᠤᠷᠤᠭᠳᠠᠨ ‍ᠤ ᠦᠨᠢᠳᠡ ᠶ᠋ᠢᠨ ᠤᠮᠤᠭᠰᠢᠯ ᠦᠨᠳᠦᠷ ᠲᠡᠭᠷᠢ ᠡᠴᠠ ᠢᠪᠡᠭᠡᠭᠰᠡᠨ ᠰᠠᠬᠢᠭᠤᠴᠢ ᠦᠷᠡᠴᠢᠰ ᠪᠢᠳᠡᠨ ‍ᠤ ᠮᠦᠩᠬᠡ ᠶ᠋ᠢᠨ ᠰᠢᠳᠦᠭᠡᠨ ᠦᠩᠭᠡᠷᠡᠵᠦ ᠤᠳᠤᠭᠰᠠᠨ ᠲᠡᠤᠬᠡᠳᠦ ᠭᠠᠪᠢᠶ᠎ᠠ ᠦᠶ᠎ᠡ ᠶ᠋ᠢᠨ ᠦᠶ᠎ᠡ ᠳ᠋ᠡᠬᠢ ᠪᠠᠭᠠᠳᠤᠷ ᠲᠤᠤᠯᠢᠰ