作曲 : 钟耐 作词 : 陶格唐嘎 ᠦᠯᠦᠭᠡᠢ ᠬᠠᠢᠷᠠᠲᠠᠢ ᠨᠤᠲᠤᠭ ᠲᠤ ᠮᠢᠨᠢ ᠦᠵᠡᠮᠵᠢ ᠪᠣᠯᠣᠭᠰᠠᠨ ᠱᠣᠩᠬᠣᠷ ᠠᠭᠤᠯᠠ ᠬᠦᠢ ᠦᠩᠭᠡᠷᠡᠭᠰᠡᠨ ᠦ ᠳᠣᠮᠣᠭ ᠢ ᠴᠢᠨᠢ ᠳᠡᠯᠭᠡᠭᠡᠳ ᠬᠡᠯᠡᠪᠡᠯ ᠡ ᠦᠯᠢᠭᠡᠷ ᠲᠡᠢ ᠪᠦᠭᠡᠳ ᠰᠣᠨᠢᠷᠬᠠᠯᠲᠠᠢ ᠶᠤᠮ ᠡ ᠬᠦᠢ ᠬᠠᠭᠠᠨ ᠬᠣᠷᠮᠣᠰᠲᠠ ᠶᠢᠨ ᠨᠠᠴᠢᠨ ᠱᠣᠩᠬᠣᠷ ᠨᠢ ᠬᠠᠯᠢᠨ ᠰᠢᠷᠭᠤᠭᠰᠠᠨ ᠱᠣᠩᠬᠣᠷ ᠠᠭᠤᠯᠠ ᠬᠦᠢ ᠬᠤᠪᠢᠯᠭᠠᠨ ᠨᠠᠨᠳᠢᠨ ᠨᠠᠪᠳᠠᠭ ᠰᠠᠪᠳᠠᠭ ᠨᠢ ᠬᠣᠷᠴᠢᠨ ᠨᠤᠲᠤᠭ ᠢ ᠮᠢᠨᠢ ᠢᠪᠡᠭᠡᠭᠰᠡᠨ ᠶᠤᠮ ᠡ ᠬᠦᠢ ᠰᠠᠭᠤᠭᠠᠳ ᠲᠡᠭᠡᠭᠰᠡᠨ ᠭᠠᠵᠠᠷ ᠴᠢᠨᠢ ᠱᠣᠩᠬᠣᠷ ᠠᠭᠤᠯᠠ ᠨᠢ ᠪᠣᠰᠣᠭᠰᠠᠨ ᠶᠤᠮ ᠡ ᠬᠦᠢ ᠰᠣᠳᠣ ᠵᠢᠭᠦᠷ ᠢᠶᠡᠨ ᠳᠡᠯᠭᠡᠭᠰᠡᠨ ᠭᠠᠵᠠᠷ ᠲᠤ ᠴᠢᠨᠢ ᠰᠣᠨᠢᠨ ᠬᠣᠶᠠᠷ ᠬᠠᠳᠠ ᠨᠢ ᠤᠷᠭᠤᠭᠰᠠᠨ ᠶᠤᠮ ᠡ ᠬᠦᠢ ᠰᠡᠭᠦᠯ ᠴᠢᠨᠢ ᠬᠦᠷᠦᠭᠰᠡᠨ ᠭᠠᠵᠠᠷ ᠲᠤ ᠰᠡᠬᠦᠢᠭᠰᠡᠨ ᠴᠠᠭᠠᠨ ᠮᠠᠩᠬ᠎ᠠ ᠪᠣᠯᠵᠤ ᠬᠣᠴᠣᠷᠣᠭᠰᠠᠨ ᠶᠤᠮ ᠡ ᠬᠦᠢ ᠰᠠᠯᠵᠤ ᠶᠠᠳᠠᠭᠰᠠᠨ ᠤᠶᠠᠷᠠᠯ ᠤᠨ ᠨᠢᠯᠪᠤᠰᠤ ᠴᠢᠨᠢ ᠴᠠᠯᠭᠢᠯᠠᠭᠰᠠᠨ ᠬᠣᠶᠠᠷ ᠨᠠᠭᠤᠷ ᠪᠣᠯᠵᠤ ᠬᠣᠴᠣᠷᠤᠭᠰᠠᠨ ᠶᠤᠮ ᠡ ᠬᠦᠢ